ᠵᠡᠭᠦᠨᠭᠠᠷ ᠬᠤᠰᠢᠭᠤᠨ ᠤ ᠪᠣᠷᠣ ᠲᠤᠬᠤᠢ ᠠᠴᠠ ᠣᠯᠳᠠᠭᠠᠰᠠᠨ ᠡᠳᠦᠭᠡ ᠠᠴᠠ 4200 ~3500 ᠵᠢᠯ ᠤᠨ ᠡᠮᠦᠨᠡᠬᠢ ᠸᠠᠭᠠᠷᠤᠨ ᠪᠤᠲᠤᠩ᠃ ᠠᠮᠠᠰᠠᠷ ᠤᠨ | ᠳ᠋ᠢᠶᠠᠮᠧᠲᠷ ᠨᠢ 26.1cm᠂ ᠦᠨᠳᠦᠷ ᠨᠢ 53.6 cm᠃ ᠰᠢᠪᠠᠷ ᠬᠢᠴᠡᠲᠡᠢ ᠬᠥᠬᠡ ᠸᠠᠭᠠᠷ᠂ ᠬᠤᠮᠪᠠᠭᠠᠷ ᠠᠮᠠᠰᠠᠷ᠂ ᠦᠨᠳᠡᠭᠡᠨ ᠪᠡᠶ᠎ᠡ ᠲᠠᠢ᠂ ᠢᠷᠤᠭᠠᠷ ᠲᠤᠨᠢ | ᠭᠤᠷᠪᠠᠨ ᠬᠦᠨᠳᠡᠢ ᠬᠥᠯ ᠲᠠᠢ᠂ ᠪᠦᠬᠦᠯᠢ ᠪᠡᠶᠡᠨ ᠳᠤᠨᠢ ᠵᠢᠰᠢᠭᠦᠦ ᠤᠲᠠᠰᠤᠨ ᠠᠷ ᠲᠠᠢ ᠂ ᠠᠮᠠᠰᠠᠷ ᠤᠨ ᠬᠡᠰᠡᠭ ᠢ ᠨᠢ ᠢᠯᠢᠵᠡᠢ᠃ | ᠵᠢᠷᠦᠬᠡ ᠶᠢᠨ ᠭᠤᠣᠯ ᠤᠨ ᠬᠦᠮᠦᠰ ᠤᠨ ᠭᠡᠷ ᠲᠤ ᠪᠠᠨ ᠲᠠᠯᠪᠢᠵᠦ ᠠᠮᠤ ᠪᠤᠳᠠᠭ᠎ᠠ ᠬᠠᠳᠠᠭᠠᠯᠠᠵᠤ ᠬᠤᠷᠢᠶᠠᠬᠤ ᠰᠠᠪᠠ ᠬᠡᠷᠡᠭᠰᠡᠯ ᠮᠦᠨ᠃ ᠲᠤᠯᠭ᠎ᠠ ᠲᠣᠭᠤᠭ᠎ᠠ᠂ | ᠭᠤᠷᠪᠠᠨ ᠬᠥᠯᠲᠠᠢ ᠪᠤᠲᠤᠩ᠂ ᠰᠠᠷᠠᠯᠵᠢᠲᠤ ᠲᠣᠭᠤᠭ᠎ᠠ ᠪᠣᠯ ︽ᠵᠢᠷᠦᠬᠡ ᠶᠢᠨ ᠭᠤᠣᠯ ᠤᠨ ᠰᠤᠶᠤᠯ︾ ᠤᠨ ᠬᠦᠮᠦᠰ ᠤᠨ ᠡᠭᠦᠳᠴᠦ ᠪᠦᠲᠦᠭᠡᠭᠰᠡᠨ ᠢᠯᠡ ᠲᠣᠳᠣ | ᠣᠨᠴᠠᠯᠢᠭ ᠪᠦᠬᠦᠢ ᠰᠠᠪᠠ ᠬᠡᠷᠡᠭᠰᠡᠯ ᠶᠤᠮ᠃ ︽ᠵᠢᠷᠦᠬᠡ ᠶᠢᠨ ᠭᠤᠣᠯ ᠤᠨ ᠰᠤᠶᠤᠯ︾ ᠣᠷᠴᠢᠨ ᠲᠣᠭᠤᠷᠢᠨ ᠤ ᠣᠷᠣᠨ ᠨᠣᠲᠤᠭ ᠢ ᠨᠦᠯᠦᠭᠡᠯᠡᠭᠰᠡᠨ ᠲᠡᠳᠦᠢ ᠦᠭᠡᠢ | ᠂ ᠬᠠᠲᠤᠨ ᠭᠤᠣᠯ ᠳᠠᠭᠠᠤ ᠭᠠᠵᠠᠷ ᠣᠷᠣᠨ᠂ ᠱᠠᠨᠰᠢ ᠵᠡᠷᠭᠡ ᠭᠠᠵᠠᠷ ᠣᠷᠣᠨ ᠲᠡᠰᠢ ᠦᠷᠭᠡᠵᠢᠵᠦ ᠤᠯᠠᠮᠵᠢᠯᠠᠭᠳᠠᠭᠰᠠᠨ ᠪᠠᠶᠢᠵᠠᠢ᠃ ᠬᠥᠬᠦᠨ ᠤ ᠪᠠᠶᠢᠳᠠᠯ ᠲᠠᠢ | ᠬᠦᠨᠳᠡᠢ ᠭᠤᠷᠪᠠᠨ ᠬᠥᠯ ᠨᠢ ᠢᠳᠡᠭᠡᠨ ᠤᠮᠳᠠᠭᠠᠨ ᠪᠠᠷᠠᠰᠢ ᠦᠭᠡᠢ ᠪᠠᠶᠢᠭᠠᠰᠠᠢ ᠭᠡᠰᠡᠨ ᠪᠡᠯᠭᠡᠳᠡᠯ ᠤᠳᠬ᠎ᠠ ᠲᠠᠢ ᠪᠠᠶᠢᠬ᠎ᠠ᠃ | | |