ᠣᠶᠢᠷ᠎ᠠ ᠳᠤ ᠬᠢᠶ᠎ᠡ ᠪᠠᠭᠰᠢ ᠲᠣᠭᠤᠷᠢᠭ ᠤᠨ ᠵᠠᠰᠠᠭ ᠤᠨ ᠶᠠᠪᠤᠳᠠᠯ ᠤᠨ ᠦᠢᠯᠡᠴᠢᠯᠡᠭᠡ ᠬᠢᠭᠡᠳ ᠳ᠋ᠠᠶᠢᠲ᠋ᠠ ᠶᠢᠨ ᠬᠠᠮᠢᠶᠠᠷᠤᠯᠲᠠ ᠶᠢᠨ ᠲᠣᠪᠴᠢᠶ᠎ᠠ ᠨᠢ ᠺᠠᠩ ᠰᠢᠨ | ᠵᠡᠭᠡᠯᠢ ᠭᠤᠳᠣᠮᠵᠢ ᠶᠢᠨ ᠬᠡᠷᠡᠭ ᠡᠷᠬᠢᠯᠡᠬᠦ ᠭᠠᠵᠠᠷ ᠲᠠᠢ ᠬᠠᠮᠳᠤᠷᠠᠨ ᠭᠡᠳᠡᠷᠭᠡ ᠨᠡᠶᠢᠭᠡᠮ ᠲᠣᠭᠤᠷᠢᠭ ᠤᠨ ︽ᠭᠡᠷ ᠤᠨ ᠡᠭᠦᠳᠡᠨ ᠳᠤ ᠬᠡᠷᠡᠭ ᠡᠷᠬᠢᠯᠡᠬᠦ︾ | ᠶᠡᠷᠦᠩᠬᠡᠶᠢᠯᠡᠭᠰᠡᠨ ᠴᠤᠩᠬᠤᠪᠴᠢ ᠶᠢ ᠪᠠᠶᠢᠭᠤᠯᠵᠤ᠂ ᠠᠵᠤ ᠠᠬᠤᠶᠢᠯᠡᠯ᠂ ᠤᠯᠠᠨ ᠲᠦᠮᠡᠨ ᠳᠤ ᠨᠡᠩ ᠦᠨᠳᠤᠷ ᠪᠦᠲᠣᠮᠵᠢᠲᠡᠢ ᠲᠦᠬᠦᠮ ᠲᠦᠳᠡ ᠵᠠᠰᠠᠭ ᠤᠨ | ᠶᠠᠪᠤᠳᠠᠯ ᠤᠨ ᠦᠢᠯᠡᠴᠢᠯᠡᠭᠡ ᠬᠠᠩᠭᠠᠪᠠ᠃ | ᠬᠢᠶ᠎ᠡ ᠪᠠᠭᠰᠢ ᠲᠣᠭᠤᠷᠢᠭ ᠤᠨ ᠺᠠᠩ ᠰᠢᠨ ᠵᠡᠭᠡᠯᠢ ᠭᠤᠳᠣᠮᠵᠢ ᠶᠢᠨ ᠭᠡᠳᠡᠷᠭᠡ ᠨᠡᠶᠢᠭᠡᠮ ᠲᠣᠭᠤᠷᠢᠭ ᠨᠢ ᠶᠢᠨ ᠭᠠᠩ ᠸᠠᠨ ᠲᠡᠷᠭᠡᠨ ᠤᠷᠤᠯᠳᠤᠭᠠᠨ ᠤ ᠬᠤᠲᠠ ᠶᠢᠨ | ᠣᠶᠢᠷ᠎ᠠ ᠬᠠᠪᠢ ᠳᠤ ᠪᠠᠶᠢᠷᠢᠯᠠᠵᠤ᠂ ᠡᠷᠬᠢᠨ ᠲᠣᠭᠤᠷᠢᠨ ᠤ 8 ᠰᠠᠭᠤᠭᠠᠯᠢ ᠲᠣᠭᠤᠷᠢᠭ 8000 ᠭᠠᠷᠤᠢ ᠰᠠᠭᠤᠭᠠᠯᠢ ᠠᠷᠠᠳ ᠲᠤ ᠦᠢᠯᠡᠴᠢᠯᠡᠵᠦ ᠪᠣᠢ᠃ ᠰᠠᠭᠤᠭᠠᠯᠢ | ᠠᠷᠠᠳ ᠠᠳᠡ ᠵᠠᠰᠠᠭ ᠤᠨ ᠶᠠᠪᠤᠳᠠᠯ ᠤᠨ ᠦᠢᠯᠠᠴᠢᠯᠡᠭᠡᠨ ᠤ ᠲᠥᠪ ᠲᠠᠢ ᠠᠳᠠᠯᠢ ᠪᠠᠷᠢᠮᠵᠢᠶ᠎ᠠ ᠲᠠᠢ ᠦᠢᠯᠡᠴᠢᠯᠡᠭᠡ ᠬᠦᠷᠳᠡᠵᠤ᠂ ᠬᠤᠪᠢ ᠶᠢᠨ ᠦᠢᠯᠡᠳᠪᠤᠷᠢ | ᠬᠤᠳᠠᠯᠳᠤᠭᠠᠨ ᠤ ᠡᠷᠦᠭᠡ ᠶᠢ ᠳᠠᠩᠰᠠᠯᠠᠨ ᠲᠡᠮᠳᠡᠭᠯᠡᠬᠦ᠂ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠡᠮ ᠡᠮᠨᠡᠯᠭᠡ ᠶᠢᠨ ᠳᠠᠭᠠᠳᠬᠠᠯ ᠳᠤ ᠣᠷᠣᠯᠴᠠᠬᠤ᠂ | ᠬᠦᠴᠢᠷᠳᠡᠯᠲᠠᠢ ᠵᠡᠮᠳᠡᠭᠴᠦᠳ ᠤᠨ ᠠᠮᠢᠳᠤᠷᠡᠯ ᠤᠨ ᠨᠥᠭᠦᠪᠦᠷᠢ ᠵᠡᠷᠭᠡ 400 ᠭᠠᠷᠤᠢ ᠵᠦᠢᠯ ᠤᠨ ᠦᠨᠳᠤᠷ ᠳᠡᠪᠳᠡᠮᠵᠢᠲᠤ ᠵᠠᠰᠠᠭ ᠤᠨ ᠶᠠᠪᠤᠳᠠᠯ ᠤᠨ | ᠦᠢᠯᠡᠴᠢᠯᠡᠭᠡᠨ ᠤ ᠵᠦᠢᠯᠡᠰ ᠢ ᠭᠦᠢᠴᠡᠳᠭᠡᠬᠦ ᠶᠢᠨ ᠬᠠᠮᠲᠤ ᠨᠠᠰᠤᠳᠠᠶᠢᠴᠤᠳ᠂ ᠵᠡᠮᠳᠡᠭᠴᠦᠳ ᠲᠤ ᠰᠠᠭᠠᠳ ᠦᠭᠡᠢ ᠨᠡᠪᠲᠡᠷᠡᠬᠦ ᠵᠠᠮ ᠪᠠ ᠭᠡᠷ ᠲᠤᠨᠢ ᠬᠦᠷᠴᠦ | ᠬᠠᠪᠰᠤᠷᠤᠨ ᠭᠦᠢᠴᠡᠳᠭᠡᠬᠦ ᠦᠢᠯᠡᠴᠢᠯᠡᠭᠡ ᠬᠠᠩᠭᠠᠵᠤ ᠪᠣᠯᠣᠨ᠎ᠠ᠃ | ᠣᠳᠣᠬᠠᠨ ᠳᠤ᠂ ᠬᠢᠶ᠎ᠡ ᠪᠠᠭᠰᠢ ᠲᠣᠭᠤᠷᠢᠭ ᠤᠨ ᠵᠠᠰᠠᠭ ᠤᠨ ᠶᠠᠪᠤᠳᠠᠯ ᠤᠨ ᠦᠢᠯᠡᠴᠢᠯᠡᠭᠡ ᠬᠢᠭᠡᠳ ᠳ᠋ᠠᠶᠢᠲ᠋ᠠ ᠶᠢᠨ ᠬᠠᠮᠢᠶᠠᠷᠤᠯᠲᠠ ᠶᠢᠨ ᠲᠣᠪᠴᠢᠶ᠎ᠠ ᠨᠢᠭᠡᠨᠲᠡ 4 | ᠵᠡᠭᠡᠯᠢ ᠭᠤᠳᠣᠮᠵᠢ ᠳᠤ 9 ︽ᠭᠡᠷ ᠤᠨ ᠡᠭᠦᠲᠡᠨ ᠳᠤ ᠬᠡᠷᠡᠭ ᠡᠷᠬᠢᠯᠡᠬᠦ︾ ᠶᠡᠷᠤᠩᠬᠡᠶᠢᠯᠡᠭᠰᠡᠨ ᠴᠤᠩᠬᠤᠪᠴᠢ ᠭᠠᠷᠭᠠᠪᠠ᠃ | |